ᠲᠡᠷᠢᠭᠦᠨ ᠬᠠᠭᠤᠳᠠᠰᠤ ᠲᠣᠶᠢᠮᠣ ᠪᠠᠶᠢᠳᠠᠯ ᠰᠣᠨᠢᠨ ᠮᠡᠳᠡᠭᠡ ᠢᠯᠡ ᠵᠠᠰᠠᠭ
ᠦᠢᠯᠡᠴᠢᠯᠡᠭᠡ ᠲᠤᠰᠠᠯᠠᠮᠵᠢ ᠰᠣᠶᠣᠯ ᠡᠷᠳᠡᠨᠢ ᠰᠦᠯᠵᠢᠶᠡᠨ ᠤ ᠲᠤᠬᠠᠢ
ᠤᠷᠠᠨ ᠵᠤᠬᠢᠶᠠᠯ - ᠦᠯᠢᠭᠡᠷ ᠳᠣᠮᠤᠭ
ᠮᠤᠩᠭᠤᠯ ᠦᠨᠳᠤᠰᠤᠳᠠᠨ ᠤ ᠲᠡᠤᠬᠡᠨ ᠦᠯᠢᠬᠡᠷ ︵ᠠᠷᠪᠠᠨ ᠭᠤᠷᠪᠠ︶ — ᠲᠡᠮᠦᠵᠢᠨ ᠪᠦᠷᠳᠠ ᠦᠵᠢᠨ ᠲᠠᠢ ᠪᠠᠨ ᠤᠴᠠᠷᠠᠭᠰᠠᠨ
ᠨᠡᠶᠢᠲᠡᠯᠡᠭᠰᠡᠨ ᠴᠠᠭ᠄ 2014-06-05
ᠭᠤᠷᠪᠠᠨ ᠮᠡᠷᠬᠢᠳ ᠴᠤᠴᠢᠮᠠᠭ ᠢᠶᠠᠷ ᠲᠤᠪᠳᠤᠯᠵᠤ ᠰᠤᠴᠢᠬᠡᠯ ᠡᠬᠡ ᠬᠢᠬᠡᠳ ᠪᠦᠷᠳᠡ ᠦᠵᠢᠨ ᠢ ᠤᠯᠵᠠᠯᠠᠵᠤ ᠠᠪᠠᠴᠢᠭᠰᠠᠨ ᠤ ᠲᠠᠷᠠᠭᠠ᠂ ᠲᠡᠮᠦᠵᠢᠨ ᠬᠦᠮᠦᠨ ᠴᠦᠬᠡᠨ ᠬᠦᠴᠤ ᠨᠢᠮᠬᠡᠨ ᠲᠤᠯᠠ ᠦᠰᠢᠶᠡ ᠪᠠᠨ ᠠᠪᠬᠤ ᠠᠷᠭᠠ ᠦᠭᠡᠢ ᠭᠠᠰᠠᠯᠤᠨ ᠰᠠᠭᠤᠪᠠ᠃ ᠠᠬᠠ ᠲᠡᠬᠦᠦ ᠨᠠᠷ ᠵᠦᠪᠯᠡᠯᠳᠦᠭᠰᠡᠨ ᠤ ᠡᠴᠤᠰ ᠲᠤ᠂ ᠡᠴᠢᠬᠡ ᠶᠢᠨ ᠬᠠᠭᠤᠴᠢᠨ ᠠᠨᠳᠠ ᠲᠤᠭᠤᠷᠢᠯ ᠬᠠᠨ ᠪᠤᠯᠤᠨ ᠲᠠᠮᠦᠵᠢᠨ ᠤ ᠠᠨᠳᠠ ᠵᠠᠮᠤᠬᠠ ᠠᠴᠠ ᠲᠠᠮᠵᠢᠯᠬᠡ ᠭᠤᠶᠤᠬᠤ ᠪᠠᠷ ᠪᠤᠯᠵᠤ ᠂ ᠲᠡᠬᠦᠦ ᠬᠠᠰᠠᠷ ᠪᠡᠯᠬᠦᠳᠠᠢ ᠬᠤᠶᠠᠷ ᠢ ᠲᠠᠭᠠᠭᠤᠯᠤᠨ ᠲᠤᠤᠯᠠ ᠭᠤᠤᠯ ᠤᠨ ᠬᠠᠷᠠ ᠰᠢᠭᠤᠢ ᠳᠤ ᠨᠤᠳᠤᠭᠯᠠᠵᠤ ᠪᠠᠶᠢᠬᠤ ᠬᠡᠷᠡᠶᠢᠳ ᠠᠶᠢᠮᠠᠭ ᠤᠨ ᠲᠤᠭᠤᠷᠢᠯ ᠬᠠᠨ ᠢ ᠡᠷᠢᠶᠡ ᠤᠳᠪᠠ᠃ ᠪᠤᠭᠤᠷᠴᠢ ᠵᠠᠯᠮᠠ ᠨᠠᠷ ᠲᠠᠮᠦᠵᠢᠨ ᠤ ᠠᠷᠤ ᠬᠡᠷ ᠢ ᠰᠠᠬᠢᠬᠤ ᠪᠠᠷ ᠬᠤᠴᠤᠷᠪᠠ᠃ ᠲᠠᠮᠦᠵᠢᠨ ᠨᠠᠷ ᠲᠤᠭᠤᠷᠢᠯ ᠬᠠᠨ ᠢ ᠡᠷᠢᠵᠤ ᠤᠯᠤᠭᠠᠳ᠄ ︽ᠰᠠᠨᠠᠮᠰᠠᠷ ᠦᠭᠡᠢ ᠪᠠᠶᠢᠳᠠᠯᠠ ᠭᠤᠷᠪᠠᠨ ᠮᠡᠷᠬᠢᠳ ᠲᠤᠪᠳᠤᠯᠤᠨ ᠢᠷᠡᠵᠤ ᠡᠬᠡ ᠪᠠ ᠡᠬᠡᠨᠡᠷ ᠢ ᠮᠢᠨᠢ ᠪᠤᠯᠢᠶᠠᠵᠤ ᠠᠪᠠᠴᠢᠪᠠ᠂ ᠰᠠᠶᠢᠨ ᠬᠠᠨ ᠡᠴᠢᠬᠡ ᠮᠢᠨᠢ ᠡᠬᠡ ᠪᠠ ᠡᠬᠡᠨᠡᠷ ᠢ ᠮᠢᠨᠢ ᠠᠪᠤᠷᠠᠨ ᠭᠠᠷᠭᠠᠵᠤ ᠦᠭᠬᠦ ᠪᠤᠯᠪᠠ ᠤᠤ︖︾ ᠬᠡᠵᠤ ᠬᠡᠯᠡᠭᠰᠡᠨ ᠳᠤ ᠲᠤᠭᠤᠷᠢᠯ ᠬᠠᠨ ᠰᠤᠨᠤᠰᠤᠭᠠᠳ᠄ ︽ᠪᠢ ᠨᠢᠳᠤᠨᠤᠨ ᠴᠢᠮᠡ ᠳᠤ ᠶᠠᠭᠤ ᠬᠡᠯᠡᠭᠰᠡᠨ ᠪᠢᠯᠡ᠂ ᠤᠳᠤ ᠲᠡᠷᠡ ᠦᠬᠡᠨ ᠳᠡᠭᠡᠨ ᠬᠦᠷᠴᠤ ᠪᠤᠯᠠᠭᠠᠨ ᠲᠠᠬᠤ ᠶᠢᠨ ᠴᠢᠨᠢ ᠬᠠᠷᠢᠭᠤ ᠳᠤ ᠪᠦᠬᠦᠳᠠ ᠮᠡᠷᠬᠢᠳ ᠢ ᠪᠦᠷᠢᠯᠳᠠᠯᠠ ᠲᠤᠪᠳᠤᠯᠵᠤ ᠪᠦᠷᠳᠠ ᠦᠵᠢᠨ ᠢ ᠴᠢᠨᠢ ᠪᠤᠴᠠᠭᠠᠵᠤ ᠠᠪᠴᠢᠷᠠᠵᠤ ᠦᠭᠬᠦᠶᠡ᠃ ᠬᠠᠷᠠ ᠪᠤᠯᠠᠭᠠᠨ ᠲᠠᠬᠤ ᠶᠢᠨ ᠴᠢᠨᠢ ᠬᠠᠷᠢᠭᠤ ᠳᠤ ᠬᠠᠮᠤᠭ ᠮᠡᠷᠬᠢᠳ ᠢ ᠬᠠᠮᠬᠠ ᠴᠤᠬᠢᠵᠤ ᠬᠠᠳᠤᠨ ᠪᠦᠷᠳᠠ ᠶᠢ ᠴᠢᠨᠢ ᠬᠠᠷᠢᠭᠤᠯᠵᠤ ᠠᠪᠴᠢᠷᠠᠵᠤ ᠦᠭᠬᠦᠶᠡ︾ ᠬᠡᠳ ᠪᠠᠰᠠ᠄ ︽ᠴᠢ ᠤᠳᠴᠤ ᠵᠠᠮᠤᠬᠠ ᠲᠡᠬᠦᠦ ᠳᠤ ᠬᠡᠯᠡᠵᠤ ᠦᠭ᠂ ᠵᠠᠮᠤᠬᠠ ᠲᠡᠬᠦᠦ ᠬᠤᠷᠬᠤᠨᠠᠭ ᠵᠦᠪᠦᠷ ᠬᠡᠬᠦ ᠭᠠᠵᠠᠷ ᠪᠤᠢ᠃ ᠪᠢ ᠠᠳᠠ ᠠᠴᠠ ᠬᠤᠶᠠᠷ ᠲᠦᠮᠡᠨ ᠴᠡᠷᠢᠭ ᠠᠪᠴᠤ ᠪᠠᠷᠠᠭᠤᠨ ᠭᠠᠷ ᠪᠤᠯᠵᠤ ᠮᠤᠷᠳᠠᠶᠠ᠃ ᠵᠠᠮᠤᠬᠠ ᠲᠡᠬᠦᠦ ᠶᠢ ᠬᠤᠶᠠᠷ ᠲᠦᠮᠡᠨ ᠴᠡᠷᠢᠭ ᠠᠪᠴᠤ ᠵᠡᠬᠦᠨ ᠭᠠᠷ ᠪᠤᠯᠵᠤ ᠮᠤᠷᠢᠯᠠ ᠬᠡᠵᠤ ᠬᠡᠯᠡᠵᠤ ᠦᠭ᠂ ᠪᠢᠳᠠᠨ ᠤ ᠤᠴᠠᠷᠠᠬᠤ ᠪᠤᠯᠵᠤᠭᠠ ᠶᠢ ᠵᠠᠮᠤᠬᠠ ᠲᠡᠬᠦᠦ ᠲᠤᠭᠳᠠᠭᠠᠳᠤᠭᠠᠢ ᠬᠡᠭᠳᠤᠨ︾ ᠬᠡᠪᠡ᠃ ᠲᠡᠮᠦᠵᠢᠨ ᠲᠤᠭᠤᠷᠢᠯ ᠬᠠᠨ ᠳᠤ ᠮᠠᠰᠢ ᠲᠠᠯᠠᠷᠬᠠᠵᠤ ᠲᠡᠨᠳᠠ ᠠᠴᠠ ᠬᠡᠷ ᠲᠡᠭᠡᠨ ᠪᠤᠴᠠᠵᠤ ᠢᠷᠡᠬᠡᠳ᠂ ᠬᠠᠰᠠᠷ᠂ ᠪᠡᠯᠬᠦᠳᠠᠢ ᠬᠤᠶᠠᠷ ᠲᠡᠬᠦᠦ ᠪᠠᠨ ᠵᠠᠮᠤᠬᠠ ᠶᠢᠨ ᠲᠡᠨᠳᠠ ᠢᠯᠡᠬᠡᠪᠡ᠃ ᠲᠡᠳᠡ ᠬᠤᠶᠠᠷ ᠵᠠᠮᠤᠬᠠ ᠳᠤ ᠤᠴᠠᠷᠠᠵᠤ᠄ ︽ᠲᠠᠮᠦᠵᠢᠨ ᠠᠬᠠ ᠪᠢᠳᠠ ᠬᠤᠶᠠᠷ ᠢ ᠵᠠᠷᠤᠵᠤ ᠲᠠᠨ ᠠᠴᠠ ᠲᠡᠮᠵᠢᠯᠬᠡ ᠭᠤᠶᠤᠵᠤ ᠬᠡᠯᠡᠬᠦᠯᠦᠭᠰᠡᠨ ᠨᠢ᠄ ︿ᠦᠰᠳᠤ ᠮᠡᠷᠬᠢᠳ ᠢᠷᠡᠵᠤ ᠡᠪᠤᠷ ᠢ ᠮᠢᠨᠢ ᠬᠤᠭᠤᠰᠤᠯᠠᠪᠠ ᠦᠨᠢᠷ ᠲᠦᠷᠦᠯ ᠤᠨ ᠲᠠᠨᠠᠷ ᠦᠰᠢᠶᠡ ᠶᠢ ᠮᠢᠨᠢ ᠠᠪᠴᠤ ᠦᠭᠬᠦᠨᠡ ᠤᠤ︖ ᠤᠷᠰᠢᠭᠳᠤ ᠮᠡᠷᠬᠢᠳ ᠢᠷᠡᠵᠤ ᠤᠷᠤ ᠶᠢ ᠮᠢᠨᠢ ᠬᠤᠭᠤᠰᠤᠯᠠᠪᠠ ᠤᠷᠤᠭ ᠲᠦᠷᠦᠯ ᠤᠨ ᠲᠠᠨᠠᠷ ᠤᠳᠤ ᠦᠰᠢᠶᠡ ᠶᠢ ᠠᠪᠴᠤ ᠦᠭᠬᠦᠨᠡ ᠤᠤ︖﹀ ᠬᠡᠵᠤ ᠬᠡᠯᠡᠪᠡ︾ ᠬᠡᠳ ᠦᠪᠡᠷᠰᠡᠳ ᠤᠨ ᠲᠤᠭᠤᠷᠢᠯ ᠬᠠᠨ ᠳᠤ ᠵᠤᠯᠭᠠᠵᠤ ᠲᠡᠬᠦᠨ ᠠᠴᠠ ᠲᠡᠮᠵᠢᠯᠬᠡ ᠭᠤᠶᠤᠭᠰᠠᠨ ᠢᠶᠠᠨ ᠬᠡᠯᠡᠵᠤ ᠦᠭᠪᠡ᠃ ᠡᠴᠤᠰ ᠲᠤ ᠲᠤᠭᠤᠷᠢᠯ ᠬᠠᠨ ᠤ ᠵᠠᠮᠤᠬᠠ ᠳᠤ ᠬᠡᠯᠡᠭᠰᠡᠨ ᠦᠭᠡ ᠶᠢ ᠤᠯᠠᠮᠵᠢᠯᠠᠵᠤ ᠦᠭᠪᠡ᠃ ᠡᠳᠡᠬᠡᠷ ᠦᠬᠡ ᠶᠢ ᠰᠤᠨᠤᠰᠤᠭᠠᠳ ᠵᠠᠮᠤᠬᠠ᠄ ︽ᠦᠨᠢᠷ ᠲᠦᠷᠦᠯ ᠤᠨ ᠲᠡᠮᠦᠵᠢᠨ ᠢ ᠡᠪᠤᠷ ᠢᠶᠠᠨ ᠬᠤᠭᠤᠰᠤᠯᠠᠭᠳᠠᠪᠠ ᠬᠡᠵᠤ ᠰᠤᠨᠤᠰᠤᠭᠠᠳ ᠡᠯᠢᠬᠡ ᠮᠢᠨᠢ ᠡᠮᠳᠡᠷᠡᠪᠡ᠃ ᠤᠷᠤᠭ ᠲᠦᠷᠦᠯ ᠤᠨ ᠲᠠᠨᠠᠷ ᠢ ᠤᠷᠤ ᠪᠠᠨ ᠬᠤᠭᠤᠰᠤᠯᠠᠭᠳᠠᠪᠠ ᠬᠡᠵᠤ ᠰᠤᠨᠤᠰᠤᠭᠠᠳ ᠦᠷᠦ ᠮᠢᠨᠢ ᠡᠪᠡᠳᠪᠠ᠃ ᠡᠳᠡᠬᠡᠷ ᠮᠡᠷᠬᠢᠳ ᠢ ᠮᠦᠬᠦᠬᠡᠵᠤ ᠦᠵᠢᠨ ᠪᠦᠷᠳᠡ ᠶᠢ ᠠᠪᠤᠷᠠᠶᠠ ᠬᠠᠮᠤᠭ ᠮᠡᠷᠬᠢᠳ ᠢ ᠰᠦᠨᠦᠬᠡᠵᠤ ᠬᠠᠳᠤᠨ ᠪᠦᠷᠳᠡ ᠶᠢ ᠬᠠᠷᠢᠭᠤᠯᠤᠨ ᠠᠪᠤᠷᠠᠶᠠ︾ ᠬᠡᠳ ᠪᠠᠰᠠ᠄ ︽ᠤᠳᠤ ᠤᠳᠤᠶᠢᠳ ᠮᠡᠷᠬᠢᠳ ᠤᠨ ᠲᠤᠭᠳᠤᠭᠠ᠂ ᠪᠤᠤᠷᠠ ᠬᠡᠬᠡᠷᠡ ᠬᠡᠬᠦ ᠭᠠᠵᠠᠷ ᠪᠤᠷᠤᠭᠤᠯᠠᠨ ᠶᠠᠪᠤᠵᠤ᠂ ᠤᠸᠠᠰ ᠮᠡᠷᠬᠢᠳ ᠤᠨ ᠲᠠᠶᠢᠷ ᠤᠰᠤᠨ ᠲᠡᠯᠠᠳ ᠠᠷᠠᠯ ᠬᠡᠬᠦ ᠭᠠᠵᠠᠷ ᠲᠠᠰᠢᠶᠠᠯᠠᠨ ᠰᠠᠭᠤᠵᠤ᠂ ᠬᠠᠭᠠᠳ ᠮᠡᠷᠬᠢᠳ ᠤᠨ ᠬᠠᠭᠠᠳᠠᠢ ᠲᠠᠷᠮᠠᠯᠠ ᠬᠠᠷᠠᠵᠢ ᠶᠢᠨ ᠲᠠᠯᠠ ᠬᠡᠬᠦ ᠭᠠᠵᠠᠷ ᠬᠠᠯᠬᠠᠯᠠᠨ ᠨᠢᠭᠤᠭᠳᠠᠵᠤ ᠪᠠᠶᠢᠨᠠ᠃ ᠰᠤᠨᠤᠰᠪᠠᠯ ᠬᠢᠯᠠᠭᠤ ᠮᠦᠷᠡᠨ ᠳᠤ ᠰᠠᠬᠠᠯ ᠡᠪᠡᠰᠤ ᠶᠡᠭᠡ ᠬᠡᠨᠡ᠂ ᠰᠠᠬᠠᠯ ᠡᠪᠡᠰᠤ ᠪᠠᠷ ᠬᠠᠷᠢᠨ ᠰᠠᠯ ᠤᠶᠠᠵᠤ ᠪᠤᠯᠤᠨᠠ ᠬᠡᠨᠡ᠃ ᠦᠨᠤ ᠪᠢᠳᠠ ᠲᠦᠬᠦᠮ ᠢ ᠪᠤᠳᠤᠵᠤ ᠡᠪᠡᠰᠤᠨ ᠰᠠᠯ ᠤᠶᠠᠭᠠᠳ ᠬᠢᠯᠠᠭᠤ ᠮᠦᠷᠡᠨ ᠢ ᠬᠦᠨᠳᠠᠯᠡᠨ ᠬᠡᠳᠦᠯᠵᠤ ᠬᠡᠮᠳᠤ ᠮᠤᠤᠰᠠᠶᠢᠨ ᠮᠡᠷᠬᠢᠳ ᠢ ᠬᠡᠨᠡᠳᠡᠬᠦᠯᠦᠨ ᠲᠠᠭᠠᠷᠢᠵᠤ ᠡᠷᠦᠬᠡ ᠡᠬᠦᠳᠠ ᠶᠢ ᠨᠢ ᠡᠪᠳᠡᠵᠤ ᠡᠳ᠋ ᠠᠭᠤᠷᠠᠰᠤ ᠶᠢ ᠨᠢ ᠤᠯᠵᠠᠯᠠᠵᠤ ᠡᠮᠡᠰ ᠬᠡᠤᠬᠡᠳ ᠢ ᠨᠢ ᠪᠤᠯᠢᠶᠡᠵᠤ ᠦᠰᠢᠶᠡ ᠬᠤᠷᠤᠰᠤᠯ ᠢᠶᠠᠨ ᠠᠪᠤᠶᠠ︕︾ ᠬᠡᠪᠡ᠃ ᠬᠠᠰᠷ ᠪᠡᠯᠬᠦᠳᠠᠢ ᠬᠤᠶᠠᠷ ᠡᠳᠡᠬᠡᠷ ᠦᠬᠡ ᠶᠢ ᠰᠤᠨᠤᠰᠴᠤ᠄ ︽ᠵᠠᠮᠤᠬᠠ ᠠᠬᠠ ᠶᠢᠨ ᠦᠬᠡ ᠵᠦᠢᠳᠠᠢ ᠪᠠᠶᠢᠨᠠ᠂ ᠪᠢᠳᠠ ᠬᠠᠷᠢᠵᠤ ᠲᠡᠮᠦᠵᠢᠨ ᠠᠬᠠ ᠳᠤ ᠬᠡᠯᠡᠵᠤ ᠦᠭᠬᠦᠶᠡ︾ ᠬᠡᠳ ᠶᠠᠪᠤᠬᠤ ᠬᠡᠳᠡᠯᠡ ᠵᠠᠮᠤᠬᠠ ᠪᠠᠰᠠ᠄ ︽ᠲᠡᠮᠦᠵᠢᠨ ᠠᠨᠳᠠ ᠪᠠ ᠲᠤᠭᠤᠷᠢᠯ ᠬᠠᠨ ᠠᠬᠠ ᠬᠤᠶᠠᠷ ᠲᠤ ᠲᠠᠬᠢᠨ ᠬᠡᠯᠡᠬᠦ ᠦᠬᠡ ᠪᠤᠯ᠄ ᠤᠳᠤ ᠪᠢ ᠬᠠᠷᠠᠭᠠ ᠶᠡᠬᠡᠳᠤ ᠲᠤᠭ ᠢᠶᠠᠨ ᠲᠡᠬᠢᠵᠤ ᠬᠠᠷᠠ ᠪᠤᠬᠠ ᠶᠢᠨ ᠠᠷᠠᠰᠤ ᠪᠠᠷ ᠪᠦᠷᠢᠭᠰᠡᠨ ᠬᠠᠷᠬᠢᠷᠠᠬᠤ ᠲᠠᠭᠤᠳᠠᠢ ᠬᠡᠩᠬᠡᠷᠬᠡ ᠪᠠᠨ ᠲᠠᠯᠠᠳᠴᠤ ᠬᠠᠳᠠᠨ ᠪᠤᠯᠤᠳ ᠵᠢᠳᠠ ᠪᠠᠨ ᠪᠠᠷᠢᠵᠤ ᠬᠠᠳᠠᠩᠭᠤ ᠲᠡᠪᠡᠯ ① ᠢᠶᠠᠨ ᠡᠮᠤᠰᠴᠤ ᠬᠠᠳᠬᠤᠬᠤ ᠰᠤᠮᠤ ᠪᠠᠨ ᠤᠨᠢᠯᠠᠵᠤ ᠬᠠᠷᠠ ᠬᠤᠷᠳᠤᠨ ᠢᠶᠠᠨ ᠤᠨᠤᠵᠤ ᠬᠠᠮᠤᠭ ᠴᠡᠷᠢᠭ ᠢᠶᠠᠨ ᠲᠠᠭᠠᠭᠤᠯᠵᠤ ᠬᠠᠭᠠᠳ ᠮᠡᠷᠬᠢᠳ ᠢ ᠬᠠᠮᠬᠠ ᠲᠠᠭᠠᠷᠢᠵᠤ ᠬᠠᠳᠬᠤᠯᠳᠤᠨ ᠪᠠᠶᠢᠯᠳᠤᠬᠤ ᠪᠠᠷ ᠮᠤᠷᠳᠠᠪᠠ᠃ ᠦᠵᠡᠮᠵᠢᠳᠤ ᠤᠷᠳᠤ ᠲᠤᠭ ᠢᠶᠠᠨ ᠲᠠᠬᠢᠵᠤ ᠦᠬᠡᠷ ᠤᠨ ᠠᠷᠠᠰᠤ ᠪᠠᠷ ᠪᠦᠷᠢᠭᠰᠡᠨ ᠦᠳᠬᠡᠨ ᠲᠠᠭᠤᠳᠠᠢ ᠬᠡᠩᠬᠡᠷᠬᠡ ᠪᠠᠨ ᠲᠡᠯᠡᠳᠴᠤ ᠦᠵᠦᠬᠦᠷ ᠬᠤᠰᠢᠭᠤᠳᠤ ᠬᠤᠶᠠᠭ ᠢᠶᠠᠨ ᠡᠮᠤᠰᠴᠤ ᠤᠩᠬᠢᠳᠤ ᠢᠯᠳᠤ ᠪᠠᠨ ᠪᠠᠷᠢᠵᠤ ᠤᠨᠢᠳᠤ ᠰᠤᠮᠤ ᠪᠠᠨ ᠤᠨᠢᠯᠠᠵᠤ ᠤᠷᠤᠭ ᠬᠤᠷᠳᠤᠨ ᠢᠶᠠᠨ ᠤᠨᠤᠵᠤ ᠤᠯᠠᠨ ᠴᠡᠷᠢᠭ ᠢᠶᠠᠨ ᠲᠠᠭᠠᠭᠤᠯᠵᠤ ᠦᠨᠤ ᠮᠤᠤᠰᠠᠶᠢᠨ ᠮᠡᠷᠬᠢᠳ ᠢ ᠲᠤᠪᠳᠤᠯᠵᠤ ᠦᠬᠦᠳᠡᠯᠡ ᠲᠡᠮᠡᠴᠡᠬᠦ ᠪᠠᠷ ᠮᠤᠷᠳᠠᠪᠠ ᠬᠡᠵᠤ ᠬᠡᠯᠡᠵᠤ ᠦᠭᠬᠦᠭᠳᠤᠨ︾ ᠬᠡᠳ ᠪᠠᠰᠠ ᠤᠨᠤᠨ ᠤ ᠡᠬᠢ ᠳᠠᠬᠢ ᠪᠤᠳᠤᠬᠠᠨ ᠪᠤᠤᠷᠵᠢ ᠳᠤ ᠠᠭᠤᠯᠵᠠᠬᠤ ᠪᠠᠷ ᠪᠤᠯᠵᠤᠭᠠ ᠲᠤᠭᠳᠠᠪᠠ᠃ ᠬᠠᠰᠠᠷ ᠪᠡᠯᠬᠦᠳᠠᠢ ᠬᠤᠶᠠᠷ ᠪᠤᠴᠠᠵᠤ ᠵᠠᠮᠤᠬᠠ ᠶᠢᠨ ᠬᠡᠯᠡᠭᠰᠡᠨ ᠦᠬᠡ ᠶᠢ ᠲᠡᠮᠦᠵᠢᠨ ᠳᠤ ᠬᠡᠯᠡᠵᠤ ᠦᠭᠪᠡ᠃ ᠲᠡᠮᠦᠵᠢᠨ ᠪᠠᠰᠠ ᠬᠦᠮᠦᠨ ᠵᠠᠷᠤᠵᠤ ᠵᠡᠮᠤᠬᠠ ᠶᠢᠨ ᠦᠬᠡ ᠶᠢ ᠲᠤᠭᠤᠷᠢᠯ ᠬᠠᠨ ᠳᠤ ᠤᠯᠠᠮᠵᠢᠯᠠᠪᠠ ᠃ ᠲᠤᠭᠤᠷᠢᠯ ᠬᠠᠨ ᠲᠡᠷᠡ ᠲᠠᠷᠤᠢ ᠬᠤᠶᠠᠷ ᠲᠦᠮᠡᠨ ᠴᠡᠷᠢᠭ ᠠᠪᠴᠤ ᠮᠤᠷᠳᠠᠭᠠᠳ ᠪᠤᠷᠬᠠᠨ ᠬᠠᠯᠳᠤᠨ ᠤ ᠦᠪᠦᠷ ᠢ ᠲᠠᠭᠠᠷᠢᠨ ᠪᠦᠷᠬᠢ ᠡᠷᠬᠢ ᠶᠢ ᠴᠢᠭᠯᠡᠨ ᠶᠠᠪᠤᠪᠠ᠃ ᠲᠡᠮᠦᠵᠢᠨ ᠪᠦᠷᠬᠢ ᠡᠷᠬᠢ ᠠᠴᠠ ᠪᠦᠬᠦ ᠴᠡᠷᠢᠭ ᠢᠶᠠᠨ ᠠᠪᠴᠤ ᠬᠦᠳᠡᠯᠦᠬᠡᠳ ᠲᠤᠭᠤᠷᠢᠯ ᠬᠠᠨ ᠪᠠ ᠲᠡᠬᠦᠨ ᠤ ᠲᠡᠬᠦᠦ ᠵᠠᠬᠠ ᠬᠠᠮᠪᠤ ᠨᠠᠷ ᠢ ᠬᠢᠮᠤᠷᠭᠠ ᠭᠤᠷᠤᠬᠠᠨ ᠤ ᠠᠶᠢᠯ ᠬᠠᠷᠠᠭᠠᠨᠠ ᠬᠡᠬᠦ ᠭᠠᠵᠠᠷ ᠪᠠᠭᠤᠵᠤ ᠪᠠᠶᠢᠬᠤ ᠳᠤ ᠬᠦᠷᠴᠤ ᠤᠴᠢᠪᠠ᠃ ᠲᠡᠬᠡᠬᠡᠳ ᠲᠡᠮᠦᠵᠢᠨ᠂ ᠲᠤᠭᠤᠷᠢᠯ ᠬᠠᠨ᠂ ᠵᠠᠬᠠ ᠬᠠᠮᠪᠤ ᠭᠤᠷᠪᠠᠭᠤᠯᠠ ᠨᠠᠶᠢᠯᠡᠨ ᠴᠢᠨᠠᠭᠰᠢ ᠬᠦᠳᠡᠯᠵᠤ ᠤᠭ ᠤᠨ ᠪᠤᠯᠵᠤᠭᠠᠯᠠᠭᠰᠠᠨ ᠪᠤᠳᠤᠬᠠᠨ ᠪᠤᠤᠷᠵᠢ ᠳᠤ ᠬ